ᠪᠠᠶᠠᠷ ᠨᠠᠭᠠᠳᠤᠮ ᠤᠨ ᠡᠳᠡᠭᠡᠷ ᠡᠳᠦᠷ ᠦᠳ ᠲᠦ ᠠᠶᠢᠮᠠᠭ ᠤᠨ ᠨᠢᠭᠡᠳᠦᠭᠰᠡᠨ ᠡᠮᠨᠡᠯᠭᠡ ᠶᠢᠨ ᠡᠮᠨᠡᠯᠭᠡ ᠶᠢᠨ ᠲᠤᠰᠠᠯᠠᠮᠵᠢ ᠶᠢᠨ ᠮᠡᠷᠭᠡᠰᠢᠭᠰᠡᠨ ᠪᠠᠭ 21 ᠬᠦᠮᠦᠨ ᠦ ᠪᠦᠷᠢᠯᠳᠦᠬᠦᠨ ᠲᠡᠢ ᠳᠠᠷᠢᠭᠠᠩᠭᠠ ᠰᠤᠮᠤᠨ ᠳᠤ ᠠᠵᠢᠯᠯᠠᠵᠤ ᠨᠡᠶᠢᠲᠡ 97 ᠬᠦᠨᠳᠦ ᠡᠮᠨᠡᠯᠭᠡ ᠶᠢᠨ ᠶᠠᠭᠠᠷᠠᠯ ᠲᠠᠢ ᠲᠤᠰᠠᠯᠠᠮᠵᠢ ᠦᠵᠡᠭᠦᠯᠵᠦ ᠱᠠᠭᠠᠷᠳᠠᠯᠭᠠ ᠲᠠᠢ ᠲᠣᠬᠢᠶᠠᠯᠳᠤᠯ ᠳᠤ ᠬᠡᠪᠡᠯᠢ ᠶᠢᠨ ᠡᠭᠣ᠂ ᠷᠧᠨ᠋ᠲ᠋ᠭᠧᠨ ᠵᠢᠷᠤᠭ᠂ ᠵᠢᠷᠦᠬᠡᠨ ᠦ ᠴᠠᠬᠢᠯᠭᠠᠨ ᠪᠢᠴᠢᠯᠭᠡ ᠵᠡᠷᠭᠡ ᠪᠤᠰᠤᠳ ᠱᠠᠭᠠᠷᠳᠠᠯᠭᠠ ᠲᠠᠢ ᠰᠢᠨᠵᠢᠯᠡᠭᠡᠨ ᠨᠦᠭᠦᠳ ᠢ ᠬᠢᠵᠦ ᠠᠵᠢᠯᠯᠠᠯᠠ᠃
ᠡᠭᠦᠨ ᠡᠴᠡ ᠲᠣᠮᠣ ᠬᠦᠮᠦᠨ 57᠂ 0-18 ᠨᠠᠰᠤᠨ ᠤ ᠬᠡᠦᠬᠡᠳ 40 ᠪᠠᠶᠢᠨᠠ᠃
ᠣᠰᠣᠯ ᠭᠡᠮᠲᠦᠯ ᠦᠨ 12 ᠲᠣᠬᠢᠶᠠᠯᠳᠤᠯ ᠪᠦᠷᠢᠳᠬᠡᠭᠳᠡᠭᠰᠡᠨ ᠪᠠᠶᠢᠨᠠ᠃
ᠮᠥᠨ ᠳᠡᠭᠡᠷᠡᠬᠢ ᠡᠳᠦᠷ ᠦᠳ ᠲᠦ ᠪᠡᠶᠡ ᠶᠢᠨ ᠪᠠᠶᠢᠳᠠᠯ ᠬᠦᠨᠳᠦ ᠯᠠᠪᠯᠠᠭᠠᠭᠠ ᠱᠠᠲᠤᠯᠠᠯ ᠤᠨ ᠲᠤᠰᠠᠯᠠᠮᠵᠢ ᠱᠠᠭᠠᠷᠳᠠᠯᠭᠠ ᠲᠠᠢ 4 ᠦᠢᠯᠡᠴᠢᠯᠡᠭᠦᠯᠦᠭᠴᠢ ᠶᠢ ᠠᠶᠢᠮᠠᠭ ᠤᠨ ᠨᠢᠭᠡᠳᠦᠭᠰᠡᠨ ᠡᠮᠨᠡᠯᠭᠡ ᠳᠦ ᠡᠮᠴᠢ ᠰᠤᠪᠢᠯᠠᠭᠴᠢ ᠶᠢᠨ ᠬᠢᠨᠠᠯᠲᠠᠨ ᠳᠣᠣᠷᠠ ᠬᠦᠷᠭᠡᠭᠰᠡᠨ ᠪᠠᠶᠢᠨᠠ᠃
ᠮᠥᠨ 8 ᠰᠠᠷᠠ ᠶᠢᠨ 5᠂6 ᠍ ᠤ ᠡᠳᠡᠭᠡᠷ ᠡᠳᠦᠷ ᠦᠳ ᠲᠦ ᠠᠶᠢᠮᠠᠭ ᠤᠨ ᠨᠢᠭᠡᠳᠦᠭᠰᠡᠨ ᠡᠮᠨᠡᠯᠭᠡ ᠶᠢᠨ ᠶᠠᠭᠠᠷᠠᠯᠲᠠᠢ ᠲᠤᠰᠠᠯᠠᠮᠵᠢ ᠶᠢᠨ ᠲᠠᠰᠤᠭ ᠢᠶᠠᠷ ᠨᠡᠶᠢᠲᠡ 130 ᠬᠦᠮᠦᠨ ᠡᠮᠨᠡᠯᠭᠡ ᠶᠢᠨ ᠲᠤᠰᠠᠯᠠᠮᠵᠢ ᠠᠪᠤᠭᠰᠠᠨ ᠪᠠᠶᠢᠨᠠ᠃ ᠡᠭᠦᠨ ᠡᠴᠡ
ᠶᠠᠭᠠᠷᠠᠯᠲᠠᠢ ᠲᠤᠰᠠᠯᠠᠮᠵᠢ ᠶᠢᠨ ᠲᠠᠰᠤᠭ ᠢᠶᠠᠷ – 85 ᠬᠦᠮᠦᠨ ᠲᠤᠰᠠᠯᠠᠮᠵᠢ ᠦᠢᠯᠡᠴᠢᠯᠡᠭᠡ ᠠᠪᠤᠭᠰᠠᠨ ᠪᠠ ᠲᠦᠷᠭᠡᠨ ᠲᠤᠰᠠᠯᠠᠮᠵᠢ ᠶᠢᠨ 35 ᠲᠣᠬᠢᠶᠠᠯᠳᠤᠯ ᠪᠦᠷᠢᠳᠬᠡᠭᠳᠡᠭᠰᠡᠨ ᠡᠴᠡ
ᠣᠶᠢᠷᠠ ᠶᠢᠨ ᠳᠠᠭᠤᠳᠠᠯᠭᠠ-29
ᠠᠯᠤᠰ ᠤᠨ ᠳᠠᠭᠤᠳᠠᠯᠭᠠ-6 ᠪᠠᠶᠢᠨᠠ᠃

Сүхбаатар аймгийн нэгдсэн эмнэлэг Албан ёсны вэб сайт